ᠭᠢᠨᠳᠠᠨ ᠠᠴᠠ ᠭᠡᠲᠡᠯᠭᠡᠬᠦ ᠢᠷᠥᠭᠡᠯ ᠦᠨ ᠦᠭᠡ ᠠᠷᠰᠢ ᠶᠢᠨ ᠦᠨᠡᠨ ᠬᠦ ᠢᠷᠠᠭᠤ ᠡᠭᠡᠰᠢᠭ ᠬᠡᠮᠡᠭᠳᠡᠭᠦ ᠣᠷᠤᠰᠢᠪᠠᠢ

     ᠡᠷᠳᠡᠨᠢᠲᠦ ᠬᠦᠮᠦᠨ ᠦ ᠪᠡᠶ᠎᠎ᠡ ᠶᠢ ᠤᠯᠤᠭᠰᠠᠨ ᠪᠤᠯᠪᠠᠴᠤ ᠮᠠᠭᠤ ᠦᠢᠯᠡ ᠶᠢᠨ ᠡᠷᠬᠡ ᠪᠡᠷ ᠭᠢᠨᠳᠠᠨ᠎ᠠ ᠤᠷᠤᠵᠤ ᠵᠦᠳᠡᠷᠡᠭᠰᠡᠳ ᠢ ᠭᠡᠲᠦᠯᠭᠡᠬᠦ ᠶᠢᠨ ᠤᠴᠢᠷ ᠢᠷᠦᠭᠡᠭᠰᠡᠨ ᠢᠷᠦᠭᠡᠯ ᠪᠤᠯᠤᠨ ᠤᠩᠰᠢᠬᠤ ᠲᠠᠷᠨᠢ ᠶᠢ ᠦᠭᠦᠯᠡᠭᠰᠡᠨ ᠪᠠᠶᠢᠨ᠎ᠠ᠃ 
ᠳᠡᠭᠡᠷᠡᠬᠢ ᠰᠤᠳᠤᠷ ᠤᠨ ᠲᠥᠪᠡᠳ ᠵᠢᠷᠤᠭ ᠡᠬᠡ ᠨᠢ ᠪᠤᠷᠬᠠᠨ ᠤᠷᠠᠯᠠᠭᠠᠴᠢ᠋ ᠳ᠋᠊᠂ ᠤᠬᠠᠭᠠᠨᠵᠠᠶᠠᠭ᠎ᠠ ᠡᠮᠬᠢᠳᠬᠢᠨ ᠨᠠᠢᠷᠠᠭᠤᠯᠤᠭᠰᠠᠨ 
    《ᠬᠡᠶᠢᠮᠤᠷᠢ 13》ᠬᠡᠮᠡᠬᠦ 2016 ᠤᠨ ᠳᠤ 《ᠰᠤᠶᠤᠩᠪᠤ ᠫᠷᠢᠨ᠋ᠲ᠋ᠢᠩ》 ᠬᠡᠪᠯᠡᠯ ᠦᠨ ᠺᠤᠮᠫᠠᠨᠢ ᠳᠤ ᠬᠡᠪᠯᠡᠭᠳᠡᠭᠰᠡᠨ ᠨᠤᠮ ᠤᠨ 229 ᠡᠴᠡ 230 ᠳ᠋ᠤᠭᠠᠷ ᠲᠠᠯ᠎ᠠ ᠳᠤ ᠪᠤᠢ᠃ ᠺᠢᠷᠢᠯ ᠤᠷᠴᠢᠭᠤᠯᠭ᠎ᠠ ᠨᠢ ᠲᠤᠰ ᠨᠤᠮ ᠤᠨ 211 ᠠᠴᠠ 214 ᠳᠦᠭᠡᠷ ᠲᠠᠯ᠎ᠠ ᠳᠤ ᠪᠤᠢ᠃ ᠮᠤᠩᠭᠤᠯ ᠪᠢᠴᠢᠭ ᠲᠦ ᠡᠬᠡ ᠪᠢᠴᠢᠭ ᠰᠤᠳᠤᠯᠤᠭᠠᠴᠢ ᠲᠦ᠊᠂ ᠮᠥᠩᠭᠡᠨᠢᠮ᠎ᠠ ᠪᠠᠭᠤᠯᠭᠠᠪᠠ᠃

       ᠠᠯᠳᠠᠷᠠᠭᠤᠯᠤᠨ   ᠤᠷᠤᠰᠢᠪᠠᠢ

     ᠢᠯᠠᠵᠤ ᠲᠡᠭᠦᠰ ᠨᠥᠭᠴᠢᠭᠰᠡᠨ ᠪᠤᠷᠬᠠᠨ ᠪᠡᠷ ᠬᠤᠷᠮᠤᠰᠲᠠ ᠲᠡᠷᠢᠭᠦᠲᠡᠨ ᠪᠦᠷᠢᠨ᠎ᠡ ᠬᠡᠨ ᠨᠢᠭᠡᠨ ᠪᠡᠶ᠎ᠡ᠂ ᠬᠡᠯᠡ᠂ ᠰᠡᠳᠬᠢᠯ ᠭᠤᠷᠪᠠ ᠨᠢ ᠳᠠᠷᠤᠭᠳᠠᠭᠰᠠᠨ ᠪᠤᠶᠤ ᠬᠦᠯᠢᠭᠳᠡᠭᠰᠡᠨ ᠪᠤᠯ ᠬᠡᠵᠢᠶᠡᠳᠡ ᠠᠮᠤᠷ ᠲᠠᠢᠪᠤᠩ ᠪᠠᠢᠬᠤ ᠬᠤᠪᠢ ᠦᠭᠡᠢ᠎᠎᠎ ᠶᠢ ᠤᠬᠠᠭᠤᠯᠵᠤ᠂ ᠲᠡᠷᠡ ᠬᠦ ᠬᠦᠯᠢᠭᠳᠡᠯ ᠳᠠᠷᠤᠭᠳᠠᠯ ᠠᠴᠠ ᠭᠡᠲᠦᠯᠭᠡᠬᠦ ᠶᠡᠬᠡ ᠠᠷᠪᠢᠰ ᠲᠠᠷᠨᠢ ᠶᠢ ᠠᠢᠯᠠᠳᠤᠨ ᠰᠤᠨᠤᠷᠳᠠᠭᠤᠯᠵᠠᠢ᠃ ᠮᠦᠨ ᠰᠡᠬᠢᠭᠤᠯᠰᠤᠨ ᠬᠦᠷᠳᠦ᠂ ᠲᠡᠭᠦᠨ ᠦ ᠳᠦᠷᠰᠦ ᠶᠢ ᠬᠦᠮᠦᠨ ᠥᠪᠡᠷ ᠦᠨ ᠪᠡᠶ ᠡ ᠪᠤᠯᠤᠭᠠᠳ ᠬᠤᠪᠴᠠᠰᠤ ᠰᠡᠯᠲᠡ᠂ ᠭᠤᠤᠯ ᠤᠰᠤ ᠵᠡᠷᠭᠡ ᠶᠢᠨ ᠠᠯᠢᠨ ᠳᠤ ᠴᠤ ᠲᠤᠰᠬᠠᠵᠤ ᠬᠠᠳᠠᠭᠠᠯᠠᠪᠠᠰᠤ ᠲᠡᠷᠡ ᠪᠦᠷᠢ ᠡᠴᠡ ᠬᠦᠷᠲᠡᠭᠦᠢ ᠳᠦ ᠪᠡᠶ᠎ᠡ᠂ ᠬᠡᠯᠡ᠂ ᠰᠡᠳᠬᠢᠯ ᠦᠨ ᠬᠦᠯᠢᠶᠡᠰᠦ ᠲᠠᠢᠯᠤᠭᠳᠠᠨ᠎ᠠ ᠬᠡᠮᠡᠵᠡᠢ᠃
ᠳᠡᠭᠡᠷᠡᠬᠢ ᠰᠤᠳᠤᠷ ᠤᠨ ᠲᠥᠪᠡᠳ ᠵᠢᠷᠤᠭ ᠡᠬᠡ ᠨᠢ ᠪᠤᠷᠬᠠᠨ ᠤᠷᠠᠯᠠᠭᠠᠴᠢ᠋ ᠳ᠋᠊᠂ ᠤᠬᠠᠭᠠᠨᠵᠠᠶᠠᠭ᠎ᠠ ᠡᠮᠬᠢᠳᠬᠢᠨ ᠨᠠᠢᠷᠠᠭᠤᠯᠤᠭᠰᠠᠨ 
    《ᠬᠡᠶᠢᠮᠤᠷᠢ 13》ᠬᠡᠮᠡᠬᠦ 2016 ᠤᠨ ᠳᠤ 《ᠰᠤᠶᠤᠩᠪᠤ ᠫᠷᠢᠨ᠋ᠲ᠋ᠢᠩ》 ᠬᠡᠪᠯᠡᠯ ᠦᠨ ᠺᠤᠮᠫᠠᠨᠢ ᠳᠤ ᠬᠡᠪᠯᠡᠭᠳᠡᠭᠰᠡᠨ ᠨᠤᠮ ᠤᠨ 224 ᠡᠴᠡ 226 ᠳ᠋ᠤᠭᠠᠷ ᠲᠠᠯ᠎ᠠ ᠳᠤ ᠪᠤᠢ᠃ ᠺᠢᠷᠢᠯ ᠤᠷᠴᠢᠭᠤᠯᠭ᠎ᠠ ᠨᠢ ᠲᠤᠰ ᠨᠤᠮ ᠤᠨ 146 ᠠᠴᠠ 148 ᠳᠤᠭᠠᠷ ᠲᠠᠯ᠎ᠠ ᠳᠤ ᠪᠤᠢ᠃ ᠮᠤᠩᠭᠤᠯ ᠪᠢᠴᠢᠭ ᠲᠦ ᠡᠬᠡ ᠪᠢᠴᠢᠭ ᠰᠤᠳᠤᠯᠤᠭᠠᠴᠢ ᠲᠦ᠊᠂ ᠮᠥᠩᠭᠡᠨᠢᠮ᠎ᠠ ᠪᠠᠭᠤᠯᠭᠠᠪᠠ᠃

ᠬᠡᠶᠢᠮᠣᠷᠢ ᠶᠢᠨ ᠪᠠᠭᠠᠨ᠎ᠠ ᠪᠣᠰᠬᠠᠬᠤ ᠶᠤᠰᠤ ᠣᠷᠤᠨ ᠢ ᠡᠷᠬᠡ ᠳᠤ ᠬᠤᠷᠢᠶᠠᠬᠤ ᠭᠣᠬ᠎ᠠ ᠬᠦᠰᠡᠭᠰᠡᠨ ᠬᠡᠷᠡᠭ ᠦᠨ ᠬᠤᠷ᠎ᠠ ᠶᠢ ᠪᠠᠭᠤᠯᠭᠠᠭᠴᠢ ᠰᠠᠩ ᠤᠨ ᠬᠤᠮᠬ᠎ᠠ ᠬᠡᠮᠡᠭᠳᠡᠬᠦ ᠣᠷᠤᠰᠢᠪᠠᠢ

    ᠱᠠᠭᠵᠠ ᠶᠢᠨ ᠭᠡᠯᠤᠩ ᠶᠢᠰᠢᠵᠠᠯᠴᠠᠨ ᠤ ᠲᠥᠪᠡᠳ ᠬᠡᠯᠡ ᠪᠡᠷ ᠵᠤᠬᠢᠶᠠᠭᠰᠠᠨ ᠬᠡᠢᠢᠮᠤᠷᠢ ᠶᠢᠨ ᠪᠠᠭᠠᠨ᠎ᠠ ᠪᠤᠰᠬᠠᠬᠤ ᠠᠷᠭ᠎ᠠ ᠵᠠᠰᠠᠯ ᠳᠤ ᠬᠦᠮᠦᠨ ᠦ ᠬᠡᠢᠢᠮᠤᠷᠢ ᠪᠠᠭᠤᠷᠠᠵᠤ ᠳᠤᠷᠤᠢᠢᠲᠠᠭᠰᠠᠨ ᠪᠤᠯᠤᠨ ᠬᠡᠢᠢᠮᠤᠷᠢ ᠳᠤ ᠳᠠᠢᠢᠰᠤᠨ ᠪᠤᠰᠤᠭᠰᠠᠨ ᠲᠡᠷᠢᠭᠦᠲᠡᠨ ᠳᠦ ᠲᠤᠰᠠᠯᠠᠬᠤ ᠠᠷᠭ᠎ᠠ᠂ ᠲᠡᠶᠢᠨ ᠶᠤᠰᠤᠨ ᠤ ᠲᠤᠬᠠᠢ ᠳᠡᠯᠭᠡᠷᠡᠩᠭᠦᠢ ᠪᠥᠭᠡᠳ ᠨᠠᠷᠢᠨ ᠲᠤᠳᠤᠷᠬᠠᠢ ᠥᠭᠦᠯᠡᠭᠰᠡᠨ ᠪᠠᠶᠢᠨ᠎ᠠ᠃ ᠡᠭᠦᠨ ᠳᠤ᠂ ᠬᠡᠶᠢᠮᠤᠷᠢ ᠶᠢᠨ ᠪᠠᠭᠠᠨ᠎ᠠ ᠡᠷᠳᠡᠨᠢ ᠶᠢᠨ ᠪᠤᠶᠤ ᠴᠠᠭᠠᠨ ᠰᠢᠪᠠᠷ ᠬᠤᠮᠬ᠎ᠠ ᠶᠢᠨ ᠳᠤᠲᠤᠷ᠎ᠠ ᠲᠠᠪᠤᠨ ᠵᠦᠢᠯ ᠦᠨ ᠡᠳ᠋ ᠢ᠂ ᠳᠥᠷᠪᠡᠨ ᠵᠦᠭ ᠦᠨ ᠬᠡᠶᠢᠮᠤᠷᠢ ᠶᠢᠨ ᠲᠩᠷᠢ ᠶᠢᠨ ᠬᠥᠷᠥᠭ ᠢ ᠬᠡᠷᠬᠢᠨ ᠳᠦᠷᠰᠦᠯᠡᠨ ᠪᠦᠲᠦᠭᠡᠵᠦ ᠬᠢᠬᠦ᠂ ᠲᠡᠷᠡ ᠬᠦ ᠬᠤᠮᠬ᠎ᠠ ᠶᠢ ᠬᠠᠮᠢᠭ᠎ᠠ᠂ ᠬᠡᠷᠬᠢᠨ ᠪᠠᠶᠢᠷᠢᠯᠠᠭᠤᠯᠬᠤ᠂ ᠶᠠᠮᠠᠷ ᠡᠳᠦᠷ ᠪᠦᠲᠦᠭᠡᠪᠡᠰᠦ ᠥᠯᠵᠡᠶᠢᠲᠡᠢ ᠰᠠᠶᠢᠨ ᠪᠤᠯᠬᠤ ᠲᠤᠬᠠᠢ ᠮᠥᠨ ᠦᠶᠢᠯᠡᠰ ᠢ ᠳᠠᠭᠠᠳᠬᠠᠨ ᠬᠡᠶᠢᠮᠤᠷᠢ ᠶᠢᠨ ᠲᠩᠷᠢ ᠨᠦᠭᠦᠳ ᠦᠨ ᠲᠠᠷᠨᠢ ᠬᠢᠭᠡᠳ ᠮᠠᠭᠲᠠᠭᠠᠯ᠂ ᠤᠷᠢᠯᠭ᠎ᠠ ᠲᠤᠭᠠᠯᠠᠯᠭ᠎ᠠ ᠵᠡᠷᠭᠡ ᠶᠢ ᠳᠡᠯᠭᠡᠷᠡᠩᠭᠦᠢ ᠲᠤᠳᠤᠷᠬᠠᠢ ᠠᠭᠤᠯᠵᠠᠢ᠃ 
     ᠳᠡᠭᠡᠷᠡᠬᠢ ᠰᠤᠳᠤᠷ ᠤᠨ ᠲᠥᠪᠡᠳ ᠵᠢᠷᠤᠭ ᠡᠬᠡ ᠨᠢ ᠪᠤᠷᠬᠠᠨ ᠤᠷᠠᠯᠠᠭᠠᠴᠢ᠋ ᠳ᠋᠊᠂ ᠤᠬᠠᠭᠠᠨᠵᠠᠶᠠᠭ᠎ᠠ ᠡᠮᠬᠢᠳᠬᠢᠨ ᠨᠠᠢᠷᠠᠭᠤᠯᠤᠭᠰᠠᠨ 《ᠬᠡᠶᠢᠮᠤᠷᠢ 13》ᠬᠡᠮᠡᠬᠦ 2016 ᠤᠨ ᠳᠤ 《ᠰᠤᠶᠤᠩᠪᠤ ᠫᠷᠢᠨ᠋ᠲ᠋ᠢᠩ》 ᠬᠡᠪᠯᠡᠯ ᠦᠨ ᠺᠤᠮᠫᠠᠨᠢ ᠳᠤ ᠬᠡᠪᠯᠡᠭᠳᠡᠭᠰᠡᠨ ᠨᠤᠮ ᠤᠨ 221 ᠡᠴᠡ 224 ᠳᠦᠭᠡᠷ ᠲᠠᠯ᠎ᠠ ᠳᠤ ᠪᠤᠢ᠃ ᠺᠢᠷᠢᠯ ᠤᠷᠴᠢᠭᠤᠯᠭ᠎ᠠ ᠨᠢ ᠲᠤᠰ ᠨᠤᠮ ᠤᠨ 66‌ ᠠᠴᠠ 72 ᠳᠤᠭᠠᠷ ᠲᠠᠯ᠎ᠠ ᠳᠤ ᠪᠤᠢ᠃ ᠮᠤᠩᠭᠤᠯ ᠪᠢᠴᠢᠭ ᠲᠦ ᠡᠬᠡ ᠪᠢᠴᠢᠭ ᠰᠤᠳᠤᠯᠤᠭᠠᠴᠢ ᠲᠦ᠊᠂ ᠮᠥᠩᠭᠡᠨᠢᠮ᠎ᠠ ᠪᠠᠭᠤᠯᠭᠠᠪᠠ᠃

ᠬᠡᠢᠮᠥᠷᠢ ᠶᠢ ᠰᠡᠷᠭᠦᠭᠡᠬᠦ ᠰᠠᠩ ᠲᠠᠬᠢᠯᠭ᠎ᠠ ᠦᠷᠭᠦᠯᠵᠢ ᠬᠡᠷᠡᠭᠯᠡᠬᠦ ᠲᠣᠪᠴᠢ ᠬᠤᠷᠢᠶᠠᠩᠭᠤᠢ ᠬᠡᠢᠮᠣᠷᠢ ᠶᠢᠨ ᠭᠠᠯ ᠢ ᠪᠠᠳᠠᠷᠠᠭᠠᠬᠤ ᠰᠠᠯᠬᠢᠨ ᠤ ᠳᠡᠪᠢᠭᠦᠷ ᠬᠡᠮᠡᠬᠦ ᠣᠷᠣᠰᠢᠪᠠᠢ

ᠤᠭ ᠵᠣᠬᠢᠶᠠᠯ ᠳᠤ ᠲᠠᠪᠤᠳᠤᠭᠠᠷ ᠳᠠᠯᠠᠢ ᠯᠠᠮ᠎ᠠ ᠶᠢᠨ ᠭᠡᠭᠡᠨ ᠦ ᠠᠢᠯᠠᠳᠤᠭᠰᠠᠨ ᠪᠣᠯᠣᠨ ᠰᠢᠨ ᠯᠣᠳᠣᠢ ᠶᠢᠨ ᠡᠮᠬᠢᠳᠬᠡᠭᠰᠡᠨ ᠬᠡᠢᠮᠣᠷᠢ ᠶᠢ ᠳᠡᠭᠡᠭᠰᠢᠳᠡ ᠳᠡᠯᠭᠡᠷᠡᠭᠦᠯᠬᠦ ᠶᠣᠰᠣᠨ ᠮᠡᠲᠦ ᠶᠢᠨ ᠳᠠᠭᠠᠤ ᠬᠡᠢᠮᠣᠷᠢ ᠶᠢ  ᠳᠡᠭᠵᠢᠭᠡᠬᠦ ᠵᠠᠩ ᠦᠢᠯᠡ ᠨᠦᠭᠥᠳ ᠢ ᠲᠣᠪᠴᠢ ᠬᠤᠷᠢᠶᠠᠩᠭᠤᠢ ᠪᠠᠢᠳᠠᠯ ᠢᠶᠠᠷ ᠦᠢᠯᠡᠳᠬᠦ ᠶᠢ ᠬᠦᠰᠡᠪᠡᠰᠦ ᠶᠠᠭᠤ ᠪᠡᠯᠡᠳᠬᠡᠵᠦ᠂ ᠬᠡᠷᠬᠢᠨ ᠦᠢᠯᠡᠳᠬᠦ᠂ ᠤᠩᠰᠢᠯᠭ᠎ᠠ ᠶᠢ ᠬᠡᠷᠬᠢᠨ ᠰᠦᠰᠦᠭᠯᠡᠨ ᠤᠩᠰᠢᠬᠤ ᠶᠢ ᠵᠢᠭᠠᠵᠠᠢ᠃ ᠮᠥᠨ ᠲᠩᠷᠢ ᠪᠤᠷᠬᠠᠨ᠂ ᠰᠠᠬᠢᠭᠤᠯᠰᠤᠨ ᠨᠠᠷ ᠲᠤ ᠡᠷᠭᠦᠬᠦ ᠡᠷᠭᠦᠯ᠂ ᠵᠠᠯᠪᠠᠷᠢᠯ᠂ ᠮᠠᠭᠲᠠᠭᠠᠯ ᠬᠢᠭᠡᠳ ᠪᠠᠲᠤ ᠣᠷᠣᠰᠢᠯ᠂ ᠵᠠᠯᠠᠯᠭ᠎ᠠ᠂ ᠵᠠᠯᠪᠠᠷᠢᠯ ᠦᠢᠯᠡᠳᠬᠦ ᠶᠢ ᠥᠷᠨᠢᠭᠦᠨ ᠳᠡᠯᠭᠡᠷ ᠲᠣᠩᠭᠣᠴᠢᠨ ᠥᠭᠦᠯᠡᠵᠡᠢ᠃ 
 ᠳᠡᠭᠡᠷᠡᠬᠢ ᠰᠤᠳᠤᠷ ᠤᠨ ᠲᠥᠪᠡᠳ ᠵᠢᠷᠤᠭ ᠡᠬᠡ ᠨᠢ ᠪᠤᠷᠬᠠᠨ ᠤᠷᠠᠯᠠᠭᠠᠴᠢ᠋ ᠳ᠋᠊᠂ ᠤᠬᠠᠭᠠᠨᠵᠠᠶᠠᠭ᠎ᠠ ᠡᠮᠬᠢᠳᠬᠢᠨ ᠨᠠᠢᠷᠠᠭᠤᠯᠤᠭᠰᠠᠨ 《ᠬᠡᠶᠢᠮᠤᠷᠢ 13》ᠬᠡᠮᠡᠬᠦ 2016 ᠤᠨ ᠳᠤ 《ᠰᠤᠶᠤᠩᠪᠤ ᠫᠷᠢᠨ᠋ᠲ᠋ᠢᠩ》 ᠬᠡᠪᠯᠡᠯ ᠦᠨ ᠺᠤᠮᠫᠠᠨᠢ ᠳᠤ ᠬᠡᠪᠯᠡᠭᠳᠡᠭᠰᠡᠨ ᠨᠤᠮ ᠤᠨ 231 ᠡᠴᠡ 235  ᠳ᠋ᠤᠭᠠᠷ ᠲᠠᠯ᠎ᠠ ᠳᠤ ᠪᠤᠢ᠃ ᠺᠢᠷᠢᠯ ᠤᠷᠴᠢᠭᠤᠯᠭ᠎ᠠ ᠨᠢ ᠲᠤᠰ ᠨᠤᠮ ᠤᠨ 42 ᠴᠠ 49  ᠳ᠋ᠦ᠋ᠭᠡᠷ ᠲᠠᠯ᠎ᠠ ᠳᠤ ᠪᠤᠢ᠃ ᠮᠤᠩᠭᠤᠯ ᠪᠢᠴᠢᠭ ᠲᠦ ᠡᠬᠡ ᠪᠢᠴᠢᠭ ᠰᠤᠳᠤᠯᠤᠭᠠᠴᠢ ᠲᠦ᠊᠂ ᠮᠥᠩᠭᠡᠨᠢᠮ᠎ᠠ ᠪᠠᠭᠤᠯᠭᠠᠪᠠ᠃

ᠬᠡᠶᠢᠮᠣᠷᠢ ᠶᠢᠨ ᠳᠠᠷᠴᠠᠭ ᠬᠠᠳᠬᠤᠬᠤ ᠶᠣᠰᠤ ᠪᠤᠮᠠᠨ ᠰᠠᠶᠢᠨ ᠪᠤᠶᠠᠨ ᠢ ᠲᠦᠭᠡᠭᠡᠭᠴᠢ ᠬᠡᠮᠡᠭᠳᠡᠬᠦ ᠣᠷᠤᠰᠢᠪᠠᠢ

    ᠳ᠋᠋ᠠ ᠬᠦᠷᠢᠶᠡᠨ ᠦ ᠭᠠᠪᠵᠤ ᠯᠤᠪᠰᠠᠩᠳᠠᠶᠠᠩ ᠪᠡᠷ ᠲᠦᠪᠡᠳ ᠬᠡᠯᠡ ᠪᠡᠷ ᠵᠤᠬᠢᠶᠠᠭᠰᠠᠨ ᠡᠨᠡ ᠬᠦ ᠵᠤᠬᠢᠶᠠᠯ ᠳᠤ ᠬᠡᠶᠢᠮᠤᠷᠢ ᠶᠢᠨ ᠲᠠᠪᠤᠨ ᠥᠩᠭᠡ ᠶᠢᠨ ᠳᠠᠷᠴᠠᠭ ᠪᠤᠶᠤ ᠮᠠᠬᠠᠪᠤᠳ ᠵᠤᠬᠢᠯᠳᠤᠭᠰᠠᠨ ᠨᠢᠭᠡᠨ ᠳᠠᠷᠴᠠᠭ ᠢ ᠪᠦᠲᠦᠭᠡᠨ ᠪᠡᠯᠡᠳᠬᠡᠭᠡᠳ ᠵᠤᠬᠢᠰᠲᠤ ᠭᠠᠵᠠᠷ ᠬᠡᠷᠬᠢᠨ ᠶᠠᠭᠠᠬᠢᠵᠤ ᠪᠠᠢᠷᠢᠯᠠᠭᠤᠯᠬᠤ ᠪᠤᠯᠤᠨ ᠯᠠᠮ᠎ᠠ᠂ ᠶᠢᠳᠠᠮ᠂ ᠨᠤᠮ ᠤᠨ ᠰᠠᠬᠢᠭᠤᠯᠰᠤᠨ ᠲᠡᠷᠢᠭᠦᠲᠡᠨ ᠢ ᠤᠷᠢᠨ ᠵᠠᠯᠠᠬᠤ ᠤᠩᠰᠢᠯᠭ᠎ᠠ᠂ ᠲᠠᠬᠢᠯ ᠤᠨ ᠵᠠᠯᠪᠠᠷᠢᠯ᠂ ᠮᠠᠭᠲᠠᠭᠠᠯ ᠬᠢᠭᠡᠳ ᠬᠦᠰᠡᠯᠲᠠ ᠵᠠᠯᠪᠠᠷᠢᠯ ᠤᠳ ᠢ ᠵᠠᠩ ᠦᠢᠯᠡ ᠶᠢᠨ ᠬᠠᠮᠲᠤ ᠪᠠᠷ ᠪᠠᠭᠤᠯᠭᠠᠵᠠᠢ᠃ 
ᠳᠡᠭᠡᠷᠡᠬᠢ ᠰᠤᠳᠤᠷ ᠤᠨ ᠲᠥᠪᠡᠳ ᠵᠢᠷᠤᠭ ᠡᠬᠡ ᠨᠢ ᠪᠤᠷᠬᠠᠨ ᠤᠷᠠᠯᠠᠭᠠᠴᠢ᠋ ᠳ᠋᠊᠂ ᠤᠬᠠᠭᠠᠨᠵᠠᠶᠠᠭ᠎ᠠ ᠡᠮᠬᠢᠳᠬᠢᠨ ᠨᠠᠢᠷᠠᠭᠤᠯᠤᠭᠰᠠᠨ 
  《ᠬᠡᠶᠢᠮᠤᠷᠢ 13》ᠬᠡᠮᠡᠬᠦ 2016 ᠤᠨ ᠳᠤ 《ᠰᠤᠶᠤᠩᠪᠤ ᠫᠷᠢᠨ᠋ᠲ᠋ᠢᠩ》 ᠬᠡᠪᠯᠡᠯ ᠦᠨ ᠺᠤᠮᠫᠠᠨᠢ ᠳᠤ ᠬᠡᠪᠯᠡᠭᠳᠡᠭᠰᠡᠨ ᠨᠤᠮ ᠤᠨ 226 ᠡᠴᠡ 229 ᠳᠦᠭᠡᠷ ᠲᠠᠯ᠎ᠠ ᠳᠤ ᠪᠤᠢ᠃ ᠺᠢᠷᠢᠯ ᠤᠷᠴᠢᠭᠤᠯᠭ᠎ᠠ ᠨᠢ ᠲᠤᠰ ᠨᠤᠮ ᠤᠨ 50‌ ᠠᠴᠠ 55 ᠳᠤᠭᠠᠷ ᠲᠠᠯ᠎ᠠ ᠳᠤ ᠪᠤᠢ᠃ ᠮᠤᠩᠭᠤᠯ ᠪᠢᠴᠢᠭ ᠲᠦ ᠡᠬᠡ ᠪᠢᠴᠢᠭ ᠰᠤᠳᠤᠯᠤᠭᠠᠴᠢ ᠲᠦ᠊᠂ ᠮᠥᠩᠭᠡᠨᠢᠮ᠎ᠠ ᠪᠠᠭᠤᠯᠭᠠᠪᠠ᠃
1 2 3 4
ᠦᠪᠦᠷ ᠮᠤᠩᠭ᠋ᠤᠯ ᠤᠨ ᠮᠤᠩᠭᠤᠯ ᠮᠤᠷᠢ ᠡᠷᠡᠬᠦᠯ ᠮᠡᠨᠳᠤ ᠶᠢᠨ    

ᠬᠣᠯᠪᠤᠭ᠎ᠠ ᠄ 086-13804749201