ᠠᠭᠢ ᠭᠣᠷᠪᠠᠨ ᠢᠳᠡᠰᠢ ᠳᠡᠢ 
ᠬᠥᠯᠥᠭ ᠴᠠᠭᠠᠳᠠᠢ 
ᠭᠣᠷᠪᠠᠨ ᠢᠵᠢᠯ ᠳᠡᠢ ᠬᠥᠮᠥᠨ 
ᠲᠩᠷᠢ ᠷᠢᠮᠡᠳᠡ᠂ 
ᠭᠣᠷᠪᠠᠨ ᠡᠵᠡᠨ ᠳᠡᠢ 
ᠬᠥᠬᠡᠷᠡᠭᠴᠢ ᠠᠭᠣᠯᠠᠰ ᠦᠨ 
ᠴᠢᠨᠠᠭᠰᠢ ᠭᠥᠶᠥᠵᠥ 
ᠬᠥᠪᠴᠢ ᠰᠢᠯᠢᠨ ᠢ ᠳᠡᠪᠡᠵᠦ 
ᠪᠣᠳᠢ ᠢᠢᠨ ᠬᠣᠯᠠ ᠠᠴᠠ 
ᠭᠥᠶᠥᠭᠴᠢᠨ᠂ ᠪᠣᠷᠠᠯᠵᠢᠢ ᠠ ᠰᠢᠷᠠᠯᠵᠢ ᠳᠠᠪᠠᠵᠣ 
ᠬᠠᠮᠣᠭ ᠰᠠᠢᠢᠨ ᠮᠣᠷᠢ ᠢᠢ 
ᠭᠠᠵᠠᠷ ᠦᠨ ᠳᠣᠮᠳᠠ 
ᠬᠠᠭᠠᠰᠠᠷᠠᠯᠳᠠ ᠬᠠᠶᠠᠳᠠ᠂ 
ᠬᠠᠪᠢ ᠳᠥᠭᠥᠷᠢ ᠢᠢᠨ 
ᠠᠮᠢᠳᠠᠨ ᠢ ᠬᠠᠯᠠᠭ 
ᠬᠡᠳᠥᠷᠡᠨ ᠭᠥᠶᠥᠭᠡᠳ 
ᠣᠷᠣᠯᠳᠣᠭᠰᠠᠨ᠂ ᠭᠠᠵᠠᠷ ᠠᠴᠠ 
ᠠᠭᠣᠯᠠ ᠢᠢᠨ ᠮᠠᠨᠠᠩ ᠳᠠᠳᠠᠵᠣ  
ᠳᠠᠯᠪᠢᠭᠰᠠᠨ ᠭᠠᠵᠠᠷ ᠠᠴᠠ 
ᠳᠠᠯ ᠠ ᠢᠢᠨ ᠮᠠᠨᠠᠩ ᠳᠠᠳᠠᠵᠣ 
ᠬᠥᠷᠥᠭᠰᠡᠨ ᠭᠠᠵᠠᠷ ᠠᠴᠠ 
ᠯᠢᠩᠬᠣ ᠠ ᠴᠡᠴᠡᠭ ᠳᠡᠯᠭᠡᠷᠡᠭᠡᠳ 
ᠲᠡᠷᠢᠭᠥᠨ ᠳᠦ ᠭᠥᠶᠥᠵᠥ 
ᠢᠷᠡᠭᠰᠡᠨ ᠮᠣᠷᠢ ᠨᠢ 
ᠬᠠᠪᠠᠷ ᠠᠨᠣ ᠣᠯᠠᠢᠢᠭᠰᠠᠨ 
ᠪᠥᠷᠢᠢ ᠡ ᠮᠡᠳᠥ 
ᠨᠢᠳᠥᠨ ᠠᠨᠣ 
ᠣᠭᠳᠣᠨ ᠮᠡᠳᠣ 
ᠴᠢᠬᠢᠨ ᠠᠨᠣ 
ᠰᠣᠭ ᠮᠡᠳᠥ  
ᠳᠡᠯ ᠠᠨᠥ 
ᠪᠠᠳᠠᠷᠠᠭᠰᠠᠨ ᠭᠠᠯ ᠮᠡᠳᠥ
ᠦᠪᠦᠷ ᠮᠤᠩᠭ᠋ᠤᠯ ᠤᠨ ᠮᠤᠩᠭᠤᠯ ᠮᠤᠷᠢ ᠡᠷᠡᠬᠦᠯ ᠮᠡᠨᠳᠤ ᠶᠢᠨ    

ᠬᠣᠯᠪᠤᠭ᠎ᠠ ᠄ 086-13804749201