1 b᠃ 
1. ᠬᠠᠶᠠᠩᠬᠢᠷᠥ ᠠ ᠪᠤᠷᠬᠠᠨ ᠳᠤ ᠮᠥᠷᠭᠥᠮᠦ᠃ ᠪᠠᠳᠮᠠᠵᠥᠢᠩᠨᠠᠢ ᠪᠠᠭᠰᠢ᠂ ᠶᠢᠳᠠᠮ ᠰᠠᠬᠢᠭᠤᠰᠤ᠂ ᠪᠤᠷᠬᠠᠨ ᠤ ᠴᠢᠭᠤᠯᠭᠠᠨ ᠬᠢᠭᠡᠳ ᠨᠣᠮ ᠤᠨ ᠰᠠᠬᠢᠭᠤᠰᠤ᠂ ᠪᠠᠭᠠᠲᠤᠷ ᠳᠠᠭᠢᠨᠢᠰ ᠤᠨ ᠴᠢᠭᠤᠯᠭᠠᠨ ᠮᠢᠨᠦ ᠠᠳᠤᠭᠤᠨ ᠤ ᠪᠤᠶᠠᠨ ᠬᠡᠰᠢᠭ ᠢ ᠲᠠᠭᠤᠳᠠᠬᠤ ᠵᠠᠩ ᠦᠢᠯᠡ ᠶᠢ 
2. ᠪᠢᠴᠢᠬᠦ ᠳᠦ ᠡᠨᠳᠡᠭᠦᠷᠡᠯ ᠦᠭᠡᠢ ᠰᠠᠨᠠᠭᠰᠠᠨ ᠬᠡᠷᠡᠭ ᠢ ᠪᠦᠲᠦᠭᠡᠨ ᠰᠣᠶᠣᠷᠬ᠎ᠠ᠃ ᠡᠭᠦᠨ ᠳᠦ ᠠᠳᠤᠭᠤᠨ ᠤ ᠪᠤᠶᠠᠨ ᠬᠡᠰᠢᠭ ᠢ ᠳᠠᠭᠤᠳᠠᠬᠤ ᠶᠢ ᠬᠦᠰᠡᠪᠡᠰᠦ᠄ ᠪᠠᠭᠰᠢ᠂ ᠶᠢᠳᠠᠮ ᠪᠤᠷᠬᠠᠨ᠂ ᠨᠣᠮ ᠤᠨ ᠰᠠᠬᠢᠭᠤᠰᠤ᠂ ᠭᠠᠵᠠᠷ ᠤᠨ ᠡᠵᠡᠳ ᠦᠨ ᠪᠠᠯᠢᠩ ᠪᠠ ᠳᠣᠲᠣᠭᠠᠳᠤ ᠲᠠᠬᠢᠯ᠂ ᠬᠣᠶᠠᠷ ᠤᠰᠤ᠂ ᠴᠢᠬᠤᠯᠠ ᠡᠳ᠋ᠯᠡᠯ᠂ ᠬᠥᠭᠵᠢᠮ ᠴᠡᠩᠭᠡᠯ ᠪᠠ ᠴᠢᠭᠤᠯᠭᠠᠨ ᠤ ᠨᠥᠬᠥᠳ ᠰᠡᠯᠲᠡ ᠶᠢ ᠪᠡᠯᠡᠳᠬᠡ᠃
3. ᠪᠤᠶᠠᠨ ᠬᠡᠰᠢᠭ ᠦᠨ ᠰᠢᠲᠦᠭᠡᠨ ᠳᠦ ᠲᠠᠪᠤᠨ ᠵᠦᠢᠯ ᠦᠨ ᠥᠩᠭᠡᠲᠦ ᠮᠣᠷᠢᠨ ᠤ ᠳᠦᠷᠰᠦ ᠵᠢᠷᠤ᠃ ᠲᠣᠭᠣᠷᠢᠭᠤᠯᠤᠭᠠᠳ ᠶᠸᠳᠠᠷᠮ ᠠ ᠪᠠ ᠳᠠᠮᠳᠢᠨ ᠪᠤᠷᠬᠠᠨ ᠤ ᠵᠢᠷᠦᠬᠡᠨ ᠲᠠᠷᠨᠢ ᠪᠢᠴᠢᠭᠰᠡᠨ ᠢ ᠪᠡᠯᠡᠳᠬᠡᠭᠡᠳ᠂ ᠨᠡᠷ᠎ᠡ ᠡᠨᠡ ᠬᠡᠮᠡᠬᠦ᠂ ᠠᠳᠤᠭᠤᠨ ᠤ ᠪᠤᠶᠠᠨ ᠬᠡᠰᠢᠭ ᠬᠤᠷ᠎ᠠ ᠮᠡᠲᠦ ᠪᠠᠭᠤᠬᠤ ᠪᠣᠯᠲᠤᠭᠠᠢ᠃ ᠠᠳᠤᠭᠤᠨ ᠤ ᠪᠤᠶᠠᠨ ᠬᠡᠰᠢᠭ ᠪᠦᠰᠢᠳᠢᠮ ᠭᠦᠷᠦ ᠤᠸᠠ ᠬᠡᠮᠡᠨ ᠪᠢᠴᠢ᠃ ᠲᠡᠭᠦᠨ ᠢ ᠬᠦᠷᠢᠶᠡᠯᠡᠭᠡᠳ ᠲᠠᠪᠤᠨ ᠥᠩᠭᠡ ᠶᠢᠨ
4. ᠰᠣᠯᠣᠩᠭ᠎ᠠ ᠵᠢᠷᠤᠭᠰᠠᠨ ᠢ ᠠᠳᠤᠭᠤᠨ ᠤ ᠬᠡᠰᠢᠭ ᠴᠢᠭᠤᠯᠤᠭᠰᠠᠨ ᠰᠡᠭᠦᠯ ᠯᠥ᠋ᠭᠡ ᠰᠠᠴᠠᠭᠤ ᠴᠢᠮᠡᠭᠲᠦ ᠰᠤᠮᠤᠨ ᠳᠤ ᠵᠡᠭᠦᠦ᠃ ᠲᠡᠭᠡᠭᠡᠳ ᠠᠪᠤᠷᠠᠯ ᠣᠳᠣᠭᠤᠯᠬᠤ᠂ ᠰᠡᠳᠬᠢᠯ ᠡᠭᠦᠰᠭᠡᠬᠦ᠂ ᠴᠠᠭᠯᠠᠰᠢ ᠦᠭᠡᠢ ᠳᠥᠷᠪᠡ ᠶᠢ ᠪᠢᠰᠢᠯᠭᠠᠬᠤ ᠲᠡᠷᠢᠭᠦᠲᠡᠨ ᠢ ᠤᠷᠢᠳ ᠢᠶᠠᠷ ᠦᠢᠯᠡᠳ᠃ ᠰᠤᠸᠠᠸᠠ ᠪᠠᠷ ᠠᠷᠢᠭᠤᠯᠠ᠃ ᠬᠣᠭᠣᠰᠣᠨ ᠢᠮᠠᠭᠲᠠ ᠪᠣᠯᠪᠠ᠃ ᠬᠣᠭᠣᠰᠣᠨ ᠤ ᠠᠭᠠᠷ ᠠᠴᠠ 
5. ᠯᠢᠩᠬᠤ᠎ᠠ᠂ ᠨᠠᠷᠠ᠂ ᠷᠥᠳ᠋ᠷᠠ ᠰᠣᠯᠪᠢᠴᠠᠭᠰᠠᠨ ᠤ ᠳᠡᠭᠡᠷ᠎ᠡ ᠥᠪᠡᠷ ᠢᠶᠡᠨ ᠳᠣᠭᠰᠢᠨ ᠡᠷᠬᠡᠲᠦ᠂ ᠯᠢᠩᠬᠤ᠎ᠠ ᠳᠤ ᠳᠠᠮᠳᠢᠨ ᠪᠣᠷᠬᠠᠨ ᠪᠠᠷᠠᠭᠤᠨ᠎ᠠ ᠲᠣᠩᠭᠣᠷᠠᠭ᠂ ᠵᠡᠭᠦᠨ᠎ᠡ ᠴᠢᠰᠤᠲᠤ ᠭᠠᠪᠠᠯᠠ ᠪᠠᠷᠢᠭᠰᠠᠨ᠂ ᠨᠣᠭᠣᠭᠠᠨ ᠲᠣᠯᠣᠭᠠᠢ ᠲᠠᠢ᠂ ᠬᠠᠯᠵᠠᠨ ᠮᠣᠷᠢ ᠨᠢ ᠬᠠᠩᠭᠢᠨᠠᠲᠠᠯ᠎ᠠ ᠢᠨᠴᠠᠭᠠᠭᠰᠠᠨ᠂ ᠦᠬᠦᠭᠡᠷ ᠦᠨ 
6. ᠨᠠᠶᠮᠠᠨ ᠭᠠᠪᠠᠯᠠ ᠪᠠᠷ ᠴᠢᠮᠡᠭᠰᠡᠨ᠂ ᠪᠢᠯᠢᠭ ᠪᠢᠯᠢᠭᠦᠨ ᠦ ᠭᠠᠯ ᠢ ᠮᠠᠰᠢᠳᠠ ᠪᠠᠳᠠᠷᠠᠭᠤᠯᠤᠭᠰᠠᠨ ᠤ ᠲᠥᠪ ᠳᠤᠮᠳᠠ ᠣᠷᠣᠰᠢᠭᠰᠠᠨ ᠤ ᠣᠷᠣᠢ ᠳᠤ ᠴᠠᠭᠠᠨ 《ᠤᠸᠠ》᠂ ᠬᠣᠭᠣᠯᠠᠢ ᠳᠤ ᠤᠯᠠᠭᠠᠨ 《ᠠ》᠂ ᠵᠢᠷᠦᠬᠡᠨ ᠳᠦ ᠬᠥᠬᠡ 《ᠬᠤᠮ》 ᠦᠰᠦᠭ ᠪᠤᠢ ᠪᠠᠷ ᠪᠡᠯᠭᠡᠳᠡᠨ᠎ᠡ᠃ ᠵᠢᠷᠦᠬᠡᠨ ᠦ 
ᠦᠪᠦᠷ ᠮᠤᠩᠭ᠋ᠤᠯ ᠤᠨ ᠮᠤᠩᠭᠤᠯ ᠮᠤᠷᠢ ᠡᠷᠡᠬᠦᠯ ᠮᠡᠨᠳᠤ ᠶᠢᠨ    

ᠬᠣᠯᠪᠤᠭ᠎ᠠ ᠄ 086-13804749201