3b. 
1. ᠰᠢᠮ ᠡ ᠪᠠᠯᠢᠩ ᠪᠠ ᠴᠠᠢ ᠠᠷᠢᠬᠢ ᠲᠣᠷᠭ᠎ᠠ ᠲᠡᠷᠢᠭᠦᠲᠡᠨ ᠡᠯᠳᠡᠪ ᠲᠥᠷᠥᠯ ᠦᠨ ᠥᠪᠡᠷᠮᠢᠴᠡ ᠢᠳᠡᠭᠡ ᠤᠮᠳᠠᠭ᠎ᠠ ᠨᠣᠭᠤᠳ ᠢ ᠪᠣᠯᠪᠠᠰᠤᠷᠠᠭᠤᠯᠤᠨ ᠰᠢᠨᠵᠢᠯᠡᠬᠦ᠂ ᠥᠷᠭᠡᠵᠢᠭᠦᠯᠬᠦ ᠠᠮᠷᠢᠲᠠ ᠳᠠᠯᠠᠢ ᠮᠡᠲᠦ ᠳᠦᠭᠦᠷᠭᠡᠭᠰᠡᠨ ᠡᠭᠦᠨ ᠢ ᠠᠳᠢᠰᠲᠢᠳ ᠤᠨ ᠳᠡᠭᠡᠳᠦ ᠶᠢ ᠬᠠᠶᠢᠷᠠᠯᠠᠭᠴᠢ ᠯᠠᠮ᠎ᠠ ᠪᠠᠭᠰᠢ ᠬᠢᠭᠡᠳ ᠰᠢᠳᠡ 
2. ᠪᠦᠲᠦᠭᠡᠯ ᠪᠦᠬᠦᠨ ᠢ ᠬᠠᠶᠢᠷᠠᠯᠠᠭᠴᠢ ᠶᠢᠳᠠᠮ ᠪᠤᠷᠬᠠᠨ ᠭᠠᠢ ᠪᠠᠷᠴᠠᠳ ᠪᠦᠬᠦᠨ ᠢ ᠠᠷᠢᠯᠭᠠᠭᠴᠢ ᠨᠣᠮ ᠤᠨ ᠰᠠᠬᠢᠭᠤᠰᠤ ᠪᠠ ᠳᠠᠭᠢᠨᠢᠰ᠂ ᠡᠳ᠋ ᠦᠨ ᠲᠩᠷᠢ ᠶᠢᠨ ᠴᠢᠭᠤᠯᠭᠠᠨ ᠨᠤᠭᠤᠳ ᠲᠤ ᠡᠷᠭᠦᠮᠦ᠃ ᠪᠤᠰᠤ ᠪᠠᠰᠠ ᠳᠠᠯᠠᠨ ᠴᠣᠭᠲᠤ ᠢᠲᠡᠭᠡᠯ ᠬᠢᠭᠡᠳ ᠣᠷᠣᠨ ᠤ ᠲᠩᠷᠢ᠂ ᠳᠡᠯᠡᠬᠡᠢ ᠶᠢᠨ ᠡᠵᠡᠨ ᠴᠠᠭᠠᠨ ᠵᠦᠭ ᠦᠨ ᠲᠩᠷᠢ ᠲᠠᠬᠢᠬᠤᠶ᠎ᠠ ᠵᠣᠬᠢᠰᠲᠤ 
3. ᠪᠦᠬᠦᠨ ᠳᠦ ᠡᠷᠭᠦᠮᠦ᠃ ᠪᠠᠶᠠᠰᠬᠤᠯᠠᠩ ᠢᠶᠠᠷ ᠲᠠᠭᠠᠯᠠᠵᠤ ᠥᠭᠯᠢᠭᠡ ᠶᠢᠨ ᠡᠵᠡᠨ ᠪᠢᠳᠡᠨ ᠦ ᠠᠳᠤᠭᠤ ᠶᠢ ᠬᠣᠣᠷᠯᠠᠭᠴᠢ ᠳᠠᠶᠢᠰᠤᠨ ᠲᠣᠳᠬᠠᠷ ᠢ ᠨᠣᠮᠣᠬᠠᠳᠬᠠᠵᠤ᠂ ᠠᠳᠤᠭᠤᠨ ᠤ ᠠᠮᠢ ᠨᠠᠰᠤ ᠶᠢ ᠰᠠᠶᠢᠲᠤᠷ ᠪᠠᠲᠤᠳᠬᠠᠨ᠂ ᠠᠵᠢᠷᠭ᠎ᠠ ᠭᠡᠭᠦᠦ ᠤᠨᠠᠭ᠎ᠠ ᠲᠡᠷᠢᠭᠦᠲᠡᠨ ᠠᠳᠤᠭᠤᠨ ᠤ ᠪᠤᠶᠠᠨ ᠬᠡᠰᠢᠭ ᠢ ᠬᠣᠴᠣᠷᠤᠭᠠᠯ ᠦᠭᠡᠢ ᠠᠳᠤᠭᠤᠨ ᠤ 
4. ᠡᠵᠡᠨ ᠡᠭᠦᠨ ᠳᠦ ᠦᠳᠲᠡᠷ ᠳᠠᠯᠠᠯᠤᠨ ᠵᠣᠬᠢᠶᠠ᠃ ᠡᠨᠡ ᠦᠶ᠎ᠡ ᠳᠦ ᠳᠡᠯᠭᠡᠷᠡᠩᠭᠦᠢ ᠬᠤᠷᠢᠶᠠᠩᠭᠤᠢ ᠠᠯᠢ ᠵᠣᠬᠢᠰᠲᠠᠢ ᠯᠤᠭ᠎ᠠ ᠳᠡᠯᠡᠬᠡᠢ ᠶᠢᠨ ᠡᠵᠡᠳ ᠦᠨ ᠪᠠᠯᠢᠩ ᠢ ᠦᠢᠯᠡᠳ᠃ ᠲᠡᠨᠳᠡ ᠡᠴᠡ ᠠᠳᠤᠭᠤᠨ ᠤ ᠪᠤᠶᠠᠨ ᠬᠡᠰᠢᠭ ᠢ ᠠᠳᠢᠰᠲᠢᠳᠯᠠᠬᠤ ᠨᠢ᠂ ᠴᠢᠮᠡᠭᠲᠦ ᠰᠤᠮᠤ ᠳᠠᠯᠠᠯᠭ᠎ᠠ ᠶᠢᠨ ᠰᠢᠲᠦᠭᠡᠨ ᠢ ᠭᠠᠷ ᠲᠤ ᠪᠠᠨ ᠪᠠᠷᠢᠭᠠᠳ ᠥᠪᠡᠷ ᠦᠨ ᠲᠠᠭᠠᠯᠠᠯ ᠤᠨ ᠦᠷ᠎ᠡ ᠬᠥᠷᠥᠩᠭᠡ ᠬᠢᠭᠡᠳ ᠥᠭᠯᠢᠭᠡ ᠶᠢᠨ ᠡᠵᠡᠨ ᠦ ᠪᠤᠶᠠᠨ ᠬᠡᠰᠢᠭ ᠦᠨ 
5. ᠰᠢᠲᠦᠭᠡᠨ ᠴᠠᠭᠯᠠᠰᠢ ᠦᠭᠡᠢ ᠡᠴᠡ ᠲᠠᠪᠤᠨ ᠥᠩᠭᠡ ᠶᠢᠨ ᠭᠡᠷᠡᠯ ᠠᠷᠪᠠᠨ ᠵᠦᠭ ᠲᠦ ᠰᠠᠴᠤᠷᠠᠭᠰᠠᠨ ᠢᠶᠠᠷ ᠴᠣᠭᠲᠤ ᠢᠲᠡᠭᠡᠯ ᠦᠳ᠂ ᠶᠢᠷᠲᠢᠨᠴᠦ᠂ ᠲᠩᠷᠢ ᠯᠤᠤᠰ᠂ ᠬᠦᠮᠦᠨ᠂ ᠠᠷᠪᠠᠨ ᠵᠦᠭ ᠦᠨ ᠠᠳᠤᠭᠤᠨ ᠤ ᠪᠤᠶᠠᠨ ᠬᠡᠰᠢᠭ ᠪᠦᠭᠦᠳᠡ ᠶᠢ ᠡᠯᠳᠡᠪ ᠥᠩᠭᠡᠲᠦ ᠮᠣᠷᠢᠨ ᠤ ᠳᠦᠷᠢ ᠪᠠᠶᠢᠳᠠᠯ ᠢᠶᠠᠷ ᠬᠤᠷᠢᠶᠠᠩᠭᠤᠶᠢᠯᠠᠵᠤ 
6. ᠪᠤᠶᠠᠨ ᠬᠡᠰᠢᠭ ᠦᠨ ᠰᠢᠲᠦᠭᠡᠨ ᠨᠦᠭᠦᠳ ᠢ ᠰᠢᠩᠭᠡᠭᠰᠡᠨ ᠳᠦ ᠰᠡᠳᠬᠢᠵᠦ ᠡᠶᠢᠨ ᠬᠡᠮᠡᠬᠦ ᠪᠣᠯᠠᠢ᠃ ᠠᠢ᠂ ᠯᠣᠪᠣᠨ ᠪᠠᠳᠮᠠᠵᠥᠩᠨᠠᠢ᠂ ᠯᠠᠮᠠ ᠪᠠᠭᠰᠢ ᠨᠠᠷ ᠪᠡᠷ ᠠᠳᠤᠭᠤᠨ ᠤ ᠪᠤᠶᠠᠨ ᠬᠡᠰᠢᠭ ᠪᠠᠭᠤᠯᠭ᠎ᠠ᠃ ᠠᠳᠤᠭᠤᠨ ᠤ ᠬᠡᠰᠢᠭ ᠪᠤᠶᠠᠨ ᠢ ᠬᠣᠴᠣᠷᠤᠭᠠᠯ ᠦᠭᠡᠢ ᠡᠳᠦᠭᠡ ᠳᠠᠯᠠᠯᠤᠮᠤ᠃ ᠨᠠᠮᠪᠠᠷ  
ᠦᠪᠦᠷ ᠮᠤᠩᠭ᠋ᠤᠯ ᠤᠨ ᠮᠤᠩᠭᠤᠯ ᠮᠤᠷᠢ ᠡᠷᠡᠬᠦᠯ ᠮᠡᠨᠳᠤ ᠶᠢᠨ    

ᠬᠣᠯᠪᠤᠭ᠎ᠠ ᠄ 086-13804749201