4 b᠃   
1. ᠬᠤᠷᠤᠢ᠂ ᠰᠠᠭᠠᠲᠠᠯ ᠦᠭᠡᠢ ᠦᠳᠲᠡᠷ ᠵᠠᠯᠠᠷᠠᠭᠲᠤᠨ᠃ ᠬᠤᠷᠤᠢ᠂ ᠪᠤᠶᠠᠨ ᠬᠡᠰᠢᠭ ᠢ ᠳᠠᠯᠠᠯᠬᠤ ᠪᠠᠷ ᠵᠠᠯᠠᠷᠠᠭᠲᠤᠨ᠃ ᠪᠤᠶᠠᠨ ᠬᠡᠰᠢᠭ ᠰᠠᠷᠨᠢᠨ ᠲᠠᠷᠬᠠᠭᠰᠠᠨ ᠢ ᠬᠤᠷᠢᠶᠠᠬᠤᠶ᠎ᠠ ᠪᠠᠶᠠᠰᠤᠨ ᠰᠣᠶᠣᠷᠬ᠎ᠠ᠃ ᠠᠢ᠂ ᠳᠥᠷᠪᠡᠨ ᠵᠣᠪᠬᠢᠰ ᠡᠷᠳᠡᠨᠢ ᠶᠢᠨ ᠬᠣᠲᠠ ᠮᠠᠨᠳᠠᠯ ᠳᠤ ᠨᠢᠭᠡᠨ ᠭᠡᠷᠡᠯᠲᠦ ᠶᠡᠬᠡ ᠡᠮᠡᠭᠲᠡᠢ ᠮᠤᠲᠤᠷ ᠲᠤ ᠪᠠᠨ ᠡᠷᠳᠡᠨᠢᠲᠦ ᠲᠡᠮᠦᠷ ᠮᠤᠲᠤᠷ 
2. ᠪᠠᠷᠢᠭᠰᠠᠨ᠂ ᠲᠡᠮᠦᠷ ᠮᠤᠲᠤᠷ ᠢ ᠣᠭᠲᠠᠷᠭᠤᠢ ᠳᠤ ᠡᠷᠭᠢᠭᠦᠯᠦᠭᠰᠡᠨ ᠢᠶᠡᠷ ᠣᠭᠲᠠᠷᠭᠤᠢ ᠠᠴᠠ ᠲᠡᠮᠦᠷ ᠮᠣᠷᠢᠨ ᠠᠵᠢᠨᠠᠢ ᠭᠠᠷᠪᠠ᠃ ᠲᠡᠮᠦᠷ ᠮᠤᠲᠤᠷ ᠢ ᠭᠠᠵᠠᠷ ᠲᠤᠯᠤᠭᠰᠠᠨ ᠠᠴᠠ ᠭᠠᠵᠠᠷ ᠠᠴᠠ ᠪᠣᠷᠣ ᠴᠣᠬᠣᠷ ᠭᠡᠭᠦᠦ ᠭᠠᠷᠪᠠ᠃ ᠲᠡᠷᠡ ᠬᠣᠶᠠᠷ ᠨᠡᠶᠢᠯᠡᠭᠰᠡᠨ ᠦ ᠬᠥᠪᠡᠭᠦᠨ ᠠᠳᠤᠭᠤᠨ ᠤ ᠬᠡᠰᠢᠭ 
3. ᠬᠥᠬᠡ ᠮᠣᠷᠢ ᠭᠠᠷᠪᠠ᠃ ᠵᠠᠯᠠᠷᠠᠭᠰᠠᠨ ᠠᠳᠠᠯᠢ ᠳᠡᠯ ᠬᠢᠯᠭᠠᠰᠤ ᠣᠭ᠌ᠶᠥ ᠡᠭᠦᠯᠡ ᠪᠦᠷᠬᠥᠭᠰᠡᠨ ᠠᠳᠠᠯᠢ ᠰᠡᠭᠦᠯ ᠣᠭᠶᠤ ᠳᠠᠭᠤᠤ ᠨᠢ ᠡᠰᠡᠷᠡᠩ ᠦᠨ  ᠠᠳᠠᠯᠢ᠂ ᠭᠤᠷᠪᠠᠨ ᠵᠠᠭᠤᠨ ᠵᠢᠷᠠᠨ ᠨᠣᠣᠰᠣᠨ ᠳᠡᠭᠡᠰᠦ᠂     
4. ᠭᠤᠷᠪᠠᠨ ᠵᠠᠭᠤᠨ ᠵᠢᠷᠠᠨ ...᠂ ᠡᠳᠦᠭᠡ ᠥᠯᠵᠡᠶᠢᠲᠦ ᠪᠤᠶᠠᠨ ᠢ ᠡᠨᠡ ᠭᠡᠷ ᠲᠦ ᠮᠡᠯᠮᠡᠯᠵᠡᠭᠦᠯᠦᠨ ᠠᠳᠤᠭᠤᠨ ᠤ ᠬᠡᠰᠢᠭ ᠢ ᠳᠠᠭᠤᠳᠠᠭᠲᠤᠨ᠃ ᠮᠡᠯᠮᠡᠯᠵᠡᠭᠦᠯᠦᠨ ᠠᠳᠤᠭᠤᠨ ᠤ ᠡᠳ᠋ ᠦᠨ ᠬᠡᠰᠢᠭ ᠢ ᠳᠠᠭᠤᠳᠠᠭᠲᠤᠨ᠃ ᠪᠤᠶᠠᠨ ᠬᠡᠰᠢᠭ ᠦᠨ ᠰᠢᠲᠦᠭᠡᠨ ᠡᠭᠦᠨ ᠳᠦ ᠠᠳᠤᠭᠤᠨ ᠤ ᠬᠡᠰᠢᠭ ᠬᠤᠷᠠᠲᠤᠭᠠᠢ᠃ ᠠᠳᠤᠭᠤᠨ ᠤ ᠪᠤᠶᠠᠨ ᠬᠡᠰᠢᠭ ᠢ ᠪᠠᠲᠤᠵᠢᠭᠤᠯᠤᠨ ᠵᠣᠬᠢᠶᠠ 
5. ᠡᠳᠦᠭᠡ ᠥᠭᠯᠢᠭᠡ ᠶᠢᠨ ᠡᠵᠡᠨ ᠳᠦ ᠡᠳ᠋  ᠦᠨ ᠲᠩᠷᠢ ᠨᠦᠭᠦᠳ ᠦᠨ ᠰᠠᠬᠢᠭᠤᠰᠤ ᠶᠢ ᠵᠣᠬᠢᠶᠠ᠃ ᠰᠠᠶᠢᠨ ᠪᠤᠶᠠᠨ ᠥᠯᠵᠡᠢ ᠬᠤᠲᠤᠭ ᠭᠠᠷᠬᠤ ᠪᠣᠯᠲᠤᠭᠠᠢ᠃ ᠬᠤᠷᠤᠢ ᠬᠤᠷᠤᠢ ᠪᠤᠶᠠᠨ ᠬᠡᠰᠢᠭ ᠬᠤᠷᠤᠢ᠃ ᠬᠤᠮ᠂ ᠶᠡᠬᠡ ᠡᠷᠬᠡᠲᠦ ᠳᠠᠮᠳᠢᠨ ᠪᠤᠷᠬᠠᠨ 
6. ᠠᠷᠪᠠᠨ ᠵᠦᠭ ᠲᠦ ᠣᠷᠣᠰᠢᠭᠲᠤᠨ᠃ ᠭᠠᠳᠠᠨ᠎ᠠ ᠬᠠᠭᠠᠯᠭ᠎ᠠ ᠶᠢ ᠬᠠᠭᠠᠵᠤ᠂ ᠪᠤᠶᠠᠨ ᠬᠡᠰᠢᠭ ᠦᠨ ᠬᠠᠭᠠᠯᠭ᠎ᠠ ᠶᠢ ᠨᠡᠭᠡᠭᠡ᠃ ᠣᠨᠢᠰᠤᠨ ᠲᠦᠯᠬᠢᠭᠦᠷ ᠢ ᠡᠳᠦᠭᠡ ᠪᠦᠯᠢᠶᠡᠳᠬᠡ᠃ ᠤᠪᠠᠳᠢᠰ ... ᠪᠠᠶᠢᠭᠤᠯ. ᠠᠳᠤᠭᠤᠨ ᠤ ᠬᠤᠯᠠᠭᠠᠢ᠂ ᠪᠤᠶᠠᠨ ᠬᠡᠰᠢᠭ ᠦᠨ ᠬᠤᠯᠠᠭᠠᠢ ᠶᠢ ᠲᠠᠰᠤᠯᠤᠨ ᠵᠣᠭᠰᠣᠭ᠎ᠠ᠃ ᠭᠠᠢ ᠪᠠᠷᠴᠠᠳ ᠢ ᠰᠠᠬᠢᠬᠤ ᠦᠢᠯᠡᠰ ᠢ ᠵᠣᠬᠢᠶᠠ᠃ 
ᠦᠪᠦᠷ ᠮᠤᠩᠭ᠋ᠤᠯ ᠤᠨ ᠮᠤᠩᠭᠤᠯ ᠮᠤᠷᠢ ᠡᠷᠡᠬᠦᠯ ᠮᠡᠨᠳᠤ ᠶᠢᠨ    

ᠬᠣᠯᠪᠤᠭ᠎ᠠ ᠄ 086-13804749201