ᠴᠠᠭᠠᠨ ᠰᠢᠷᠭᠠᠯ ᠮᠣᠷᠢ ᠤᠨᠤᠭᠰᠠᠨ ᠴᠠᠭᠯᠠᠰᠢ ᠦᠭᠡᠢ ᠣᠯᠠᠨ ᠴᠢᠨᠳᠠᠮᠠᠨᠢ ᠭᠠᠷ ᠲᠤ ᠪᠠᠨ ᠪᠠᠷᠢᠭᠰᠠᠨ ᠴᠠᠭ ᠴᠠᠭ ᠲᠤ ᠬᠤᠷ᠎ᠠ ᠪᠣᠷᠣᠭ᠎ᠠ ᠶᠢ ᠵᠣᠬᠢᠰ ᠢᠶᠠᠷ ᠣᠷᠣᠭᠤᠯᠤᠭᠴᠢ ᠴᠠᠪ ᠦᠭᠡᠢ ᠶᠡᠬᠡ ᠶᠢᠨ ᠶᠡᠬᠡ ᠡᠩᠬᠡ ᠲᠥᠷᠥ ᠳᠦ ᠬᠠᠩᠭᠠᠢ ᠬᠠᠨ ᠳᠤ ᠶᠢᠰᠦᠨ ᠶᠢᠰᠦ ᠰᠠᠴᠥ᠃ ᠬᠠᠯᠢᠭᠤ ᠪᠤᠯᠠᠭ᠎ᠠ ᠮᠡᠲᠦ ᠮᠣᠳᠣ ᠡᠪᠡᠰᠦ ᠳᠦ ᠬᠠᠳᠠᠨ ᠰᠢᠷᠡᠭᠡᠨ ᠦᠭᠡᠢ ᠣᠯᠠᠨ ᠪᠤᠯᠠᠭ ᠲᠤ ᠬᠠᠮᠤᠭ ᠦᠭᠡᠭᠦᠦ 〔3b〕 ᠶᠠᠳᠠᠭᠤᠰᠤᠨ ᠡᠬᠡ ᠮᠡᠲᠦ ᠬᠠᠩᠭᠠᠢ ᠬᠠᠨ ᠡᠴᠢᠭᠡ ᠳᠦ ᠶᠢᠰᠦᠨ ᠶᠢᠰᠦ ᠰᠠᠴᠥ᠃ ᠡᠷᠬᠡᠲᠦ ᠮᠥᠰᠦᠨ ᠠᠭᠤᠯᠠ ᠬᠢᠭᠡᠳ ᠡᠷᠳᠡᠮᠲᠦ ᠭᠠᠩᠭ᠎ᠠ ᠮᠥᠷᠡᠨ ᠳᠦ ᠨᠢᠭᠡ ᠶᠢᠰᠦ ᠰᠠᠴᠥ᠃ ᠡᠨᠡᠳᠬᠡᠭ ᠦᠨ ᠸᠴᠢᠷᠲᠤ ᠣᠷᠣᠨ ᠬᠢᠭᠡᠳ ᠢᠳᠡᠷ ᠠᠯᠲᠠᠢ ᠬᠠᠨ ᠬᠢᠭᠡᠳ ᠠᠨᠠᠪᠠᠳ ᠳᠠᠯᠠᠢ ᠳᠤ ᠨᠢᠭᠡ ᠶᠢᠰᠦ ᠰᠠᠴᠥ᠃ ᠠᠰᠤᠷᠤ ᠥᠨᠳᠥᠷ ᠱᠣᠩᠬᠣᠯ ᠬᠠᠨ ᠪᠠ ᠨᠠᠷᠠᠭᠤᠷ ᠶᠠᠪᠤᠳᠠᠯ ᠳᠤ ᠲᠤᠭᠤᠯ ᠮᠥᠷᠡᠨ᠎ᠡ  ᠨᠢᠭᠡ ᠶᠢᠰᠦ ᠰᠠᠴᠥ᠃ ᠰᠠᠷᠪᠠᠶᠢᠵᠤ ᠪᠠᠶᠢᠬᠤ ᠬᠠᠷᠠᠭᠠᠢ ᠮᠣᠳᠣᠨ ᠳᠤ ᠰᠡᠷᠬᠢᠵᠦ ᠭᠠᠷᠬᠤ ᠣᠯᠠᠨ ᠭᠥᠷᠥᠭᠡᠰᠦ ᠳᠦ 〔4a〕 ᠰᠢᠯᠢᠨ ᠢᠳᠡᠬᠦ ᠵᠦᠢᠯ ᠪᠦᠷᠢ ᠶᠢᠨ ᠣᠯᠠᠨ ᠵᠢᠮᠢᠰᠲᠦ ᠰᠡᠳᠬᠢᠯ ᠦᠨ ᠬᠦᠰᠡᠯ ᠢ ᠬᠠᠩᠭᠠᠭᠴᠢ ᠣᠷᠬᠣᠨ ᠪᠠ ᠲᠠᠮᠢᠷ ᠮᠥᠷᠡᠨ᠎ᠡ ᠭᠤᠷᠪᠠᠨ ᠶᠢᠰᠦ ᠰᠠᠴᠥ᠃ ᠥᠨᠳᠥᠷ ᠶᠡᠬᠡ ᠬᠠᠩᠭᠠᠢ ᠶᠢᠨ ᠡᠪᠥᠷ ᠡᠴᠡ ᠤᠷᠤᠰᠤᠭᠰᠠᠨ ᠥᠷᠭᠡᠨ ᠶᠡᠬᠡ ᠣᠯᠤᠭᠰᠠᠨ ᠤᠮᠳᠠ ᠪᠣᠯᠤᠭᠰᠠᠨ ᠣᠯᠠᠨ ᠵᠦᠯᠬᠦᠭᠰᠡᠭᠡᠷ ᠬᠤᠪᠢ ᠳᠤ ᠴᠢᠮᠡᠭᠰᠡᠨ ᠥᠨᠥᠴᠢᠨ ᠭᠣᠣᠯ ᠲᠡᠷᠢᠭᠦᠲᠡᠨ᠎ᠡ ᠭᠤᠷᠪᠠᠨ ᠶᠢᠰᠦ ᠰᠠᠴᠥ᠃ ᠥᠯᠵᠡᠶᠢᠲᠦ ᠵᠠᠭ ᠪᠠᠶᠢᠳᠠᠷᠠᠭ ᠬᠢᠭᠡᠳ ᠬᠡᠲᠦᠷᠬᠡᠢ ᠶᠡᠬᠡ ᠬᠦᠷᠲᠡᠮᠵᠢ ᠳᠦ ᠥᠭᠡᠷ᠎ᠡ ᠮᠠᠶᠢᠯᠠ ᠬᠠᠨ ᠭᠠᠵᠠᠷ ᠤᠰᠤ ᠳᠤ ᠶᠢᠰᠦᠨ ᠶᠢᠰᠦ ᠰᠠᠴᠥ᠃ 
ᠦᠪᠦᠷ ᠮᠤᠩᠭ᠋ᠤᠯ ᠤᠨ ᠮᠤᠩᠭᠤᠯ ᠮᠤᠷᠢ ᠡᠷᠡᠬᠦᠯ ᠮᠡᠨᠳᠤ ᠶᠢᠨ    

ᠬᠣᠯᠪᠤᠭ᠎ᠠ ᠄ 086-13804749201