〔1b〕 ᠮᠣᠷᠢᠨ ᠡᠷᠳᠡᠨᠢ ᠶᠢᠨ ᠤᠨᠠᠬᠤ ᠰᠢᠬᠢᠷ ᠠᠮᠲᠠ ᠨᠡᠷᠡᠲᠦ ᠪᠦᠯᠦᠭ ᠡᠨᠡ ᠪᠤᠢ᠃ ᠬᠢ ᠪᠢᠩ ᠶᠠᠪᠤᠭᠴᠢᠳ ᠤᠨ ᠴᠢᠮᠡᠭ ᠪᠣᠯᠤᠭᠰᠠᠨ ᠬᠡᠪᠡᠯᠢ ᠪᠡᠷ ᠶᠠᠪᠤᠭᠴᠢᠳ ᠤᠨ ᠬᠦᠯᠦᠭ ᠪᠣᠯᠤᠭᠰᠠᠨ᠃ ᠬᠡᠨᠳᠡᠭ ᠦᠨ ᠳᠦᠷᠢ ᠳᠦ ᠬᠡᠩᠬᠡᠭ ᠦᠨ ᠰᠢᠨᠵᠢ᠃ ᠮᠠᠳ᠋ᠾᠠᠰᠥᠳ᠋ ᠬᠤᠯᠠᠨ᠃ ᠪᠡᠯᠭᠡ ᠳᠦ ᠪᠣᠯᠪᠠᠰᠤ ᠶᠢᠰᠦᠨ ᠪᠡᠯᠭᠡ ᠭᠦᠶᠥᠨ᠎ᠡ᠃ ᠪᠡᠯᠭᠡ ᠢᠨᠦ ᠳᠣᠣᠷᠠᠳᠤ ᠶᠥᠭᠡᠨᠲᠡᠢ ᠭᠠᠩᠭ᠎ᠠ ᠮᠥᠷᠡᠨ ᠳᠡᠷᠭᠡᠳᠡ ᠤᠷᠲᠤ ᠭᠣᠷᠪᠢ ᠬᠥᠬᠡ ᠵᠤᠯᠤᠮ᠎ᠠ ᠨᠢᠭᠤᠴᠠ ᠲᠠᠷᠨᠢ ᠭᠡᠷᠡᠯᠲᠦ ᠪᠤᠶᠢᠯᠠᠨ ᠦᠵᠦᠭᠦᠷᠲᠦ ᠰᠢᠨᠵᠢ᠃ ᠳᠣᠣᠷᠠᠳᠤ ᠶᠦᠭᠡᠨᠲᠡᠢ ᠭᠠᠩᠭ᠎ᠠ ᠮᠥᠷᠡᠨ ᠭᠤᠲᠣᠭᠠᠷ ᠪᠣᠯᠪᠠᠰᠤ ᠰᠢᠨᠵᠢ ᠴᠢ ᠵᠣᠷᠢᠭ ᠢᠶᠠᠷ ᠦᠭᠦᠯᠡ᠃ ᠬᠥᠬᠡ ᠵᠤᠯᠤᠮ᠎ᠠ ᠨᠢᠭᠤᠴᠠ ᠲᠠᠷᠨᠢ ᠲᠠᠷᠢᠬᠢ ᠳᠤ ᠪᠣᠯᠪᠠᠰᠤ ᠵᠠᠰᠠᠯ ᠬᠢᠴᠢᠶᠡ᠃ ᠤᠷᠲᠤ ᠭᠣᠷᠪᠢ ᠭᠡᠷᠡᠯᠲᠦ ᠪᠤᠶᠢᠯᠠᠨ ᠦᠵᠦᠭᠦᠷᠲᠦ ᠰᠢᠨᠵᠢ ᠪᠣᠯᠪᠠᠰᠤ ᠵᠠᠶᠠᠭᠠᠨ ᠳᠤ ᠰᠢᠳᠢ᠃ ᠪᠡᠯᠭᠡ ᠦᠭᠡᠢ ᠪᠥᠭᠡᠰᠦ ᠥᠴᠥᠬᠡᠨ ᠰᠠᠶᠢᠨ᠃ ᠪᠡᠯᠭᠡᠳᠥ ᠡᠴᠡ ᠢᠪ ᠨᠢᠭᠡ ᠶᠢ ᠢᠷᠡᠬᠦ ᠮᠡᠳᠡᠭᠡ ᠦᠭᠡᠢ ᠰᠡᠷᠡᠵᠦ ᠦᠵᠡ᠃ ᠤᠷᠭᠤᠴᠠ ᠶᠢᠨ ᠬᠣᠯᠠ ᠳᠤ ᠪᠠᠰᠠ ᠶᠢᠰᠦᠨ ᠪᠡᠯᠭᠡ ᠪᠤᠢ ᠪᠥᠭᠡᠰᠦ ᠨᠢᠭᠡᠨ ᠮᠡᠲᠦ ᠰᠠᠶᠢᠨ᠃ ᠪᠠᠭ᠎ᠠ ᠪᠡᠯᠭᠡ ᠢᠷᠡᠪᠡᠰᠦ ᠥᠴᠥᠬᠡᠨ ᠰᠠᠶᠢᠨ᠃ ᠴᠡᠭᠡᠵᠢ ᠪᠣᠳᠠ ᠬᠥᠩᠭᠡᠨ ᠪᠤᠭᠤᠳᠠᠢ ᠰᠢᠪᠡᠭᠡ ᠬᠠᠳᠬᠤᠭᠤᠷ ᠳᠠᠪᠠᠨ ᠬᠥᠰᠢᠭᠦᠷ ᠬᠠᠪᠴᠢᠨ ᠤ ᠤᠭ ᠨᠠᠷᠢᠨ ᠮᠣᠭᠠᠢ ᠷᠠᠨᠵᠤᠯ ᠢᠷᠡᠪᠡᠰᠦ ᠵᠠᠰᠠᠯ ᠬᠢᠴᠢᠶᠡ᠃ ᠦᠬᠡᠷ ᠡᠨᠡ ᠮᠡᠲᠦ ᠣᠴᠣᠭᠣᠨ ᠦᠭᠡᠢ ᠪᠡᠯᠭᠡ ᠦᠯᠦ ᠢᠷᠭᠡ ᠳᠦ ᠬᠢ ᠲᠣᠯᠪᠣ ᠲᠡᠮᠡᠭᠡᠨ ᠬᠤᠯᠠ ᠪᠡᠯᠭᠡᠳᠦ ᠪᠣᠯᠪᠠᠰᠤ ᠰᠠᠶᠢᠨ᠃ ᠮᠤᠷᠤᠢ ᠭᠠᠬᠠᠢ ᠳᠤ ᠲᠤᠰᠬᠠᠯ ᠪᠣᠯᠪᠠᠰᠤ ᠲᠤᠷᠭᠢᠨ ᠰᠡᠲᠡᠷᠬᠡᠢ ᠭᠠᠬᠠᠢ ᠳᠣᠣᠷᠠᠳᠤ ᠰᠢᠳᠦᠨ ᠦ ᠴᠥᠭᠥᠴᠡ ᠵᠠᠬ᠎ᠠ ᠳᠤ ᠪᠠᠨ ᠰᠡᠲᠡᠷᠬᠡᠢ ᠶᠠᠮᠠᠷ ᠪᠡᠯᠭᠡ ᠳᠦ ᠢᠷᠡᠪᠡᠰᠦ ᠰᠠᠶᠢᠨ ᠦᠬᠡᠷ ᠪᠤᠭᠤᠳᠠᠢ ᠲᠡᠭᠦᠰ ᠪᠤᠭᠤᠳᠠᠢ ᠭᠠᠳᠠᠷ ᠰᠢᠷᠪᠦᠰᠦᠨ ᠦ ᠰᠠᠶᠢᠨ ᠢᠶᠠᠷ ᠭᠦᠶᠥᠨ᠎ᠡ᠃ ᠬᠤᠷᠳᠤᠨ ᠬᠤᠢ ᠲᠡᠭᠦᠰ ᠬᠤᠢ ᠬᠣᠶᠠᠷ ᠶᠠᠮᠠᠷ ᠪᠡᠯᠭᠡ ᠳᠦ ᠢᠷᠡᠪᠡᠰᠦ ᠰᠠᠶᠢᠨ᠃ ᠳᠤᠷᠠᠳᠤᠬᠠᠢ ᠬᠤᠯᠠᠨ ᠪᠠᠰᠠ ᠪᠡᠯᠭᠡᠳᠦ ᠪᠣᠯᠪᠠᠰᠤ ᠰᠠᠶᠢᠨ᠃ ᠳᠠᠷᠠᠰᠬᠤ ᠢᠳᠡ ᠬᠡᠯᠡᠯ ᠦᠭᠡᠢ᠃ ᠳᠣᠣᠷᠠᠳᠤ ᠰᠢᠳᠦᠨ ᠳᠦ ᠤᠯᠠᠭᠠᠨ ᠵᠣᠪᠠᠭ 
ᠦᠪᠦᠷ ᠮᠤᠩᠭ᠋ᠤᠯ ᠤᠨ ᠮᠤᠩᠭᠤᠯ ᠮᠤᠷᠢ ᠡᠷᠡᠬᠦᠯ ᠮᠡᠨᠳᠤ ᠶᠢᠨ    

ᠬᠣᠯᠪᠤᠭ᠎ᠠ ᠄ 086-13804749201