〔2a〕 ᠲᠡᠭᠦᠰ ᠮᠣᠭᠠᠢ ᠬᠠᠶᠢᠯᠠᠭᠰᠠᠨ ᠪᠠᠭᠠᠨ᠎ᠠ ᠲᠦᠷᠭᠡᠨ᠃ ᠰᠢᠷᠭᠤᠯᠵᠢ ᠲᠠᠰᠤᠷᠬᠠᠢ ᠲᠤᠰᠬᠠᠯ ᠭᠡᠷᠡᠯ ᠴᠥᠭᠥᠴᠡ ᠶᠢᠨ ᠥᠩᠭᠡ ᠭᠠᠩᠭ᠎ᠠ ᠭᠡᠷᠡᠯᠲᠦ ᠴᠠᠭᠠᠨ᠃ ᠦᠬᠡᠷ ᠬᠠᠶᠢᠷᠠᠨ ᠨᠡᠷ᠎ᠡ ᠥᠪᠥᠭᠡᠯᠵᠢᠨ ᠣᠪᠣᠭ᠎ᠠ ᠳᠤ ᠬᠣᠲᠠ ᠰᠠᠳᠠ ᠮᠠᠯᠤᠷ ᠬᠠᠶᠠ ᠳᠣᠣᠷᠠᠳᠤ ᠰᠢᠳᠦᠨ ᠦ ᠪᠡᠯᠭᠡ ᠪᠤᠢ᠃ ᠰᠢᠲᠦ ᠳᠣᠣᠷᠠᠳᠤ ᠰᠢᠳᠦᠨ ᠦ ᠥᠨᠴᠥᠭ ᠪᠤᠢ᠃ ᠥᠭᠡᠳᠡ ᠰᠠᠶᠢᠨ᠃ ᠷᠠᠨ ᠵᠤᠯᠠ ᠳᠡᠭᠡᠳᠦ ᠰᠢᠳᠦᠨ ᠦ ᠥᠨᠴᠥᠭ ᠪᠤᠢ᠃ ᠤᠷᠤᠬᠤ ᠰᠠᠶᠢᠨ᠃ ᠰᠢᠳᠦᠨ ᠦ ᠥᠩᠭᠡᠨ ᠳᠦ ᠶᠠᠮᠠᠷ ᠪᠡᠯᠭᠡ ᠳᠦ ᠢᠷᠡᠪᠡᠯ ᠭᠠᠳᠠᠷ ᠰᠢᠷᠪᠤᠰᠤ ᠶᠢ ᠳᠠᠩ  ᠢᠶᠠᠷ ᠦᠵᠡ᠃ᠦᠩᠭᠡ ᠬᠡᠩᠭᠡ ᠠᠯᠢ ᠰᠢᠳᠦᠨ ᠳᠦ ᠢᠷᠡᠪᠡᠯ ᠰᠠᠢᠨ᠂ ᠪᠤᠢᠯᠠ ᠦᠯᠦ ᠬᠦᠷᠬᠦ᠃ ᠳᠡᠭᠡᠳᠤ ᠰᠢᠳᠤᠨ ᠤ ᠪᠡᠯᠭᠡ ᠲᠦᠷᠭᠡᠨ ᠬᠤᠷᠳᠤᠨ᠃ ᠳᠤᠤᠷᠠᠲᠤ ᠰᠢᠳᠤᠨ ᠤ ᠪᠡᠯᠭᠡ ᠳᠦ ᠤᠳᠠᠭᠠᠨ ᠬᠤᠷᠳᠤᠨ ᠪᠤᠢ᠃
ᠳᠡᠭᠡᠳᠤ ᠰᠢᠳᠦᠨ ᠦ ᠮᠠᠷᠠᠯ ᠬᠠᠷ᠎ᠠ ᠢᠷᠡᠪᠡᠯ ᠲᠦᠷᠭᠡᠨ ᠪᠤᠢ᠃ ᠭᠤᠷᠪᠠᠳᠤᠭᠠᠷ ᠬᠡᠰᠡᠭ  ᠲᠤ ᠮᠣᠷᠢ ᠶᠢ ᠬᠠᠳᠬᠣᠵᠣ ᠵᠠᠰᠠᠬᠤ ᠨᠢᠭᠡ ᠠᠷᠭ᠎ᠠ᠂ ᠬᠦᠭᠡᠰᠦᠨ ᠬᠦᠯᠦᠰᠦ᠂ ᠲᠤᠰᠤᠨ ᠬᠦᠯᠦᠰᠦ᠂ ᠰᠠᠪᠠᠰᠤᠨ ᠬᠦᠯᠦᠰᠦ᠂ ᠰᠢᠪᠠᠷ ᠬᠦᠯᠦᠰᠦ᠂ ᠤᠰᠤᠨ ᠬᠦᠯᠦᠰᠦ᠂  ᠪᠠᠰᠠ ᠳᠦᠷᠪᠡᠨ ᠤᠯᠠᠷᠢᠯ ᠳᠤ ᠲᠣᠬᠢᠷᠠᠭᠤᠯᠤᠨ ᠮᠣᠷᠢ ᠶᠢ ᠢᠳᠡᠭᠦᠯᠬᠦ᠂ ᠡᠳᠦᠷ ᠰᠦᠨᠢ ᠦᠷᠡᠯᠦᠭᠡ ᠦᠳᠡᠰᠢ  ᠦᠷ ᠰᠦᠨᠢ ᠳᠤᠮᠳᠠ ᠵᠡᠷᠭᠡ ᠳᠦ ᠲᠠᠯᠪᠢᠵᠤ ᠢᠳᠡᠭᠦᠯᠬᠦ ᠵᠡᠷᠭᠡ ᠶᠢ ᠦᠭᠦᠯᠡᠭᠰᠡᠨ ᠪᠠᠢᠨ᠎ᠠ᠃
ᠤᠮᠤᠰᠤ᠂ ᠬᠢᠳᠠᠢ ᠬᠤᠶᠠᠭᠤᠯᠠ ᠪᠠᠨ ᠲᠡᠭᠰᠢ ᠨᠠᠷᠢᠨ ᠪᠣᠯ ᠰᠦᠪᠡᠭᠡ ᠴᠢᠬᠤᠯ᠂ ᠬᠡᠪᠡᠯᠢ ᠨᠠᠷᠢᠨ ᠪᠣᠢ᠃ ᠰᠦᠪᠡᠬᠡ ᠠᠭᠤᠤ ᠪᠣᠯ ᠣᠮᠣᠰᠤ ᠶᠡᠬᠡ ᠪᠣᠢ᠂ ᠬᠠᠳᠬᠤᠵᠤ ᠵᠠᠰᠠ᠂ ᠪᠠᠭ᠎ᠠ ᠪᠦᠭᠡᠰᠦ ᠠᠳᠠᠯᠢ ᠵᠠᠰᠠ᠃
_ᠲᠦᠷᠭᠡᠨ ᠬᠦᠯᠦᠰᠦ ᠠᠪᠴᠤ ᠴᠢᠳᠠᠪᠠᠯ ᠲᠠᠷᠭᠤᠨ ᠳᠤ ᠰᠠᠭᠠᠲᠠᠯ ᠦᠭᠡᠢ ᠭᠦᠶᠦᠨ᠎ᠡ᠃ ᠡᠩ ᠲᠡᠷᠢᠭᠦᠨ ᠬᠦᠭᠡᠰᠦᠨ ᠬᠦᠯᠦᠰᠦ ᠠᠪᠬᠤ᠂ ᠲᠡᠭᠦᠨ ᠦ ᠳᠠᠷᠠᠭ᠎ᠠ ᠲᠤᠰᠤᠨ ᠬᠦᠯᠦᠰᠦ᠂ ᠰᠠᠪᠠᠨ ᠤ ᠰᠢᠭᠦᠰᠦ ᠮᠡᠲᠦ ᠪᠤᠢ᠃ ᠲᠡᠭᠦᠨ ᠦ ᠳᠠᠷᠠᠭ᠎ᠠ ᠰᠢᠪᠠᠷ ᠬᠦᠯᠦᠰᠦ ᠮᠦᠨ ᠰᠢᠪᠠᠷ ᠮᠡᠲᠤ᠃ ᠤᠰᠤᠨ ᠬᠦᠯᠦᠰᠦ ᠮᠦᠨ ᠤᠰᠤᠨ ᠮᠡᠲᠤ᠃ ᠵᠢᠯ ᠦᠩᠭᠡᠷᠡᠭᠰᠡᠨ ᠲᠠᠷᠭᠤᠨ ᠢ ᠵᠤᠵᠠᠭᠠᠨ ᠲᠤᠬᠤᠮ ᠢᠶᠠᠷ ᠠᠪ᠃ ᠬᠦᠴᠦ ᠮᠠᠭᠤ ᠪᠦᠭᠡᠰᠦ ᠲᠦᠷᠪᠡᠨ ᠴᠠᠭ  ᠲᠦ ᠭᠠᠭᠴᠠ ᠬᠦᠭᠡᠰᠦᠨ ᠬᠦᠯᠦᠰᠦ ᠠᠪ᠃
  -ᠡᠪᠦᠯ ᠬᠠᠪᠤᠷ  ᠲᠦ  

ᠦᠪᠦᠷ ᠮᠤᠩᠭ᠋ᠤᠯ ᠤᠨ ᠮᠤᠩᠭᠤᠯ ᠮᠤᠷᠢ ᠡᠷᠡᠬᠦᠯ ᠮᠡᠨᠳᠤ ᠶᠢᠨ    

ᠬᠣᠯᠪᠤᠭ᠎ᠠ ᠄ 086-13804749201