ᠳᠡᠭᠡᠳᠥ ᠠᠷᠢᠭᠣ ᠨᠣᠮ ᠦᠨ ᠳᠠᠢᠢᠨ ᠣᠭᠳᠠᠷᠭᠣᠢ ᠠᠭᠠᠷ ᠠᠴᠠ ᠳᠡᠭᠥᠥ ᠳᠡᠭᠡᠷᠢᠯ ᠥᠭᠡᠢ ᠲᠡᠬᠡ ᠭᠡᠷᠡᠯ ᠢᠢᠡᠷ ᠳᠡᠮᠡᠴᠡᠯᠳᠥᠵᠥ ᠴᠥᠪ ᠦᠨ ᠴᠠᠭ ᠦᠨ ᠠᠮᠢᠳᠠᠨ ᠦ ᠬᠠᠷᠠᠩᠬᠣᠢ ᠢᠢ ᠭᠡᠢᠢᠭᠥᠯᠥᠭᠴᠢ ᠸᠴᠢᠷ ᠳ᠋ᠠᠷ ᠠ ᠪᠣᠭᠳᠠ ᠭᠡᠭᠡᠭᠡᠨ ᠳᠠᠨ᠎ᠠ ᠡᠬᠢᠯᠡᠨ ᠠᠯᠳᠠᠨ ᠲᠥᠷᠥ ᠢᠢ ᠲᠥᠰᠢᠭᠴᠢ ᠠᠮᠪᠠᠰ ᠨᠣᠶᠠᠳ ᠳᠠᠷᠬᠠᠯᠠᠨ ᠡᠨᠡ ᠡᠳᠥᠷ ᠦᠨ ᠪᠠᠶᠠᠷ ᠦᠨ ᠶᠡᠬᠡ ᠨᠠᠢᠢᠷ ᠳᠦ ᠡᠨᠳᠠ ᠳᠡᠨᠳᠡ ᠡᠴᠡ ᠬᠣᠷᠠᠨ ᠴᠣᠭᠯᠠᠭᠰᠠᠨ ᠣᠯᠠᠨ ᠠᠭᠳᠠ ᠮᠣᠷᠢ ᠢᠢ ᠳᠠᠬᠢᠯ ᠪᠣᠯᠭᠠᠨ ᠣᠷᠣᠯᠳᠣᠭᠣᠯᠣᠨ ᠬᠥᠨᠳᠡᠢ ᠳᠠᠯ ᠠ ᠢᠢ ᠳᠣᠭᠣᠯᠵᠣ ᠬᠥᠪᠴᠢ ᠰᠢᠯᠢ ᠢᠢ ᠳᠠᠪᠠᠵᠣ ᠬᠥᠢ ᠣᠯᠠᠨ ᠣᠯᠣᠰ ᠢᠢᠠᠨ ᠪᠥᠭᠥᠳᠠ ᠢᠢ ᠬᠥᠪᠡᠭᠡᠯᠡᠨ ᠳᠣᠭᠳᠣᠯᠣᠭᠣᠯᠵᠣ ᠳᠡᠷᠢᠭᠥᠨ ᠳᠦ ᠭᠥᠶᠥᠵᠥ ᠢᠷᠡᠭᠰᠡᠨ ᠮᠣᠷᠢᠨ ᠠᠨᠣ ᠬᠥᠨᠳᠡᠢ ᠲᠠᠯ ᠠ ᠭᠣᠣ᠂ ᠭᠣᠷᠪᠠᠨ ᠨᠣᠳᠣᠭ ᠳᠠᠢ᠂ ᠬᠥᠮᠡᠯᠢ ᠳᠠᠭᠠᠨ᠎ᠠ ᠠᠭᠢ ᠭᠣᠷᠪᠠᠨ ᠢᠳᠡᠰᠢ ᠳᠡᠢ᠂ ᠬᠥᠯᠥᠭ ᠴᠢᠬᠢᠳᠡᠢ᠂ ᠬᠣᠷᠣ ᠡᠵᠡᠯᠳᠡᠢ ᠬᠥᠮᠥᠨ ᠲᠩᠷᠢ ᠺᠠᠮᠠᠳᠠᠨ ᠭᠣᠷᠪᠠᠨ ᠡᠵᠡᠯᠳᠡᠢ ᠬᠥᠬᠡᠷᠡᠭᠴᠢ᠂ ᠠᠭᠣᠯᠠ ᠢᠢᠨ ᠴᠠᠭᠠᠨ᠎ᠠ ᠠᠴᠠ ᠭᠥᠶᠥᠭᠡᠳ ᠬᠥᠪᠴᠢ ᠰᠢᠯᠢ ᠢᠢ  ᠳᠠᠪᠠᠵᠣ ᠬᠥᠢ ᠣᠯᠠᠨ ᠣᠯᠣᠰ ᠦᠨ ᠢᠢᠠᠨ ᠰᠡᠳᠬᠢᠯ ᠢ ᠬᠥᠳᠡᠯᠭᠡᠵᠥ᠂ ᠪᠣᠣᠳᠠᠢ ᠢᠢᠨ ᠡᠯᠡᠰᠥᠨ ᠡᠴᠡ ᠭᠥᠶᠥᠭᠡᠳ   ᠪᠣᠷᠣᠯᠵᠢᠭ ᠰᠢᠷᠭᠡ ᠢᠢ ᠳᠠᠪᠠᠵᠣ ᠬᠠᠮᠣᠭ ᠰᠠᠢᠢᠨ ᠮᠣᠷᠢ ᠢᠢ ᠭᠠᠵᠠᠷ ᠦᠨ ᠳᠣᠮᠳᠠ ᠬᠠᠭᠰᠠᠷᠳᠠᠯ ᠠ ᠬᠠᠶᠠᠭᠠᠳ ᠬᠠᠪᠢ ᠳᠥᠪᠡᠷᠭᠡᠨ ᠠᠮᠢᠳᠠᠨ ᠢ ᠬᠠᠯᠠᠭ᠎ᠠ ᠭᠡᠳᠡᠯ ᠡ ᠭᠥᠶᠥᠭᠡᠳ ᠣᠷᠣᠯᠳᠣᠰᠠᠨ ᠭᠠᠵᠠᠷ ᠠᠴᠠ ᠠᠭᠣᠯᠠ ᠢᠢᠨ ᠮᠠᠨᠠᠩ ᠳᠠᠳᠠᠵᠣ᠂ ᠳᠠᠯᠪᠢᠭᠰᠠᠨ ᠭᠠᠵᠠᠷ ᠠᠴᠠ ᠳᠠᠯ ᠠ ᠮᠠᠨᠠᠩ ᠳᠠᠳᠠᠵᠣ᠂ ᠬᠥᠷᠪᠡᠭᠰᠡᠨ ᠭᠠᠵᠠᠷ ᠠᠴᠠ ᠬᠥᠬᠡ ᠪᠣᠯᠠᠭ ᠣᠷᠣᠰᠴᠣ᠂ ᠬᠥᠨᠳᠥᠷᠡᠭᠰᠡᠨ ᠭᠠᠵᠠᠷ ᠠᠴᠠ ᠯᠢᠩᠬᠣ ᠠ ᠴᠡᠴᠡᠭ ᠳᠡᠯᠭᠡᠷᠡᠵᠥ ᠳᠡᠷᠢᠭᠥᠨ ᠳᠣᠷ ᠭᠥᠶᠥᠵᠥ ᠢᠷᠡᠭᠰᠡᠨ ᠮᠣᠷᠢᠨ ᠠᠨᠣ ᠬᠠᠪᠠᠷ ᠠᠨᠣ ᠥᠯᠢᠶᠡᠭᠰᠡᠨ ᠪᠥᠷᠢᠢ ᠡ ᠮᠡᠳᠥ᠂ ᠨᠢᠳᠥᠨ ᠠᠨᠣ ᠯᠣᠨᠳᠠ ᠮᠡᠳᠥ᠂ ᠴᠢᠬᠢ ᠠᠨᠣ ᠰᠣᠭ ᠮᠡᠳᠦ ᠠᠯᠠ ᠠᠨᠣ ᠪᠠᠳᠠᠷᠠᠭᠰᠠᠨ ᠭᠠᠯ ᠮᠡᠳᠥ᠂ ᠨᠢᠷᠣᠭᠣ ᠠᠨᠣ ᠬᠥᠭᠯᠡᠵᠥ ᠳᠠᠯᠪᠢᠭᠰᠠᠨ ᠶᠠᠳᠣᠭ᠎ᠠ ᠮᠡᠳᠥ ᠰᠡᠭᠥᠯ ᠢᠨᠥ ᠰᠠᠢᠢᠨ ᠡᠷ ᠡ  ᠂᠂᠂᠂ 
ᠳᠣᠭᠣᠷᠠᠢ ᠠᠨᠣ ᠳᠡᠮᠥᠷ ᠠᠶᠠᠭ᠎ᠠ ᠳᠡᠭᠡᠭᠰᠢ ᠬᠥᠮᠥᠷᠢᠭᠰᠡᠨ ᠮᠡᠳᠥ  
ᠦᠪᠦᠷ ᠮᠤᠩᠭ᠋ᠤᠯ ᠤᠨ ᠮᠤᠩᠭᠤᠯ ᠮᠤᠷᠢ ᠡᠷᠡᠬᠦᠯ ᠮᠡᠨᠳᠤ ᠶᠢᠨ    

ᠬᠣᠯᠪᠤᠭ᠎ᠠ ᠄ 086-13804749201